From 0beaed4e32d167d251fa7983d5d57940e48a15f3 Mon Sep 17 00:00:00 2001 From: Behdad Esfahbod Date: Thu, 16 Aug 2012 22:10:34 -0400 Subject: Add Mongolian test file --- pango-view/Makefile.am | 1 + pango-view/test-mongolian.txt | 15 +++++++++++++++ 2 files changed, 16 insertions(+) create mode 100644 pango-view/test-mongolian.txt diff --git a/pango-view/Makefile.am b/pango-view/Makefile.am index 51f58613..e8a3a4ce 100644 --- a/pango-view/Makefile.am +++ b/pango-view/Makefile.am @@ -13,6 +13,7 @@ TEST_TEXTS = \ test-long-paragraph.txt \ test-mixed.markup \ test-mixed.txt \ + test-mongolian.txt \ test-nko.txt \ test-opentype-language.markup \ test-syriac.txt \ diff --git a/pango-view/test-mongolian.txt b/pango-view/test-mongolian.txt new file mode 100644 index 00000000..9117b7b1 --- /dev/null +++ b/pango-view/test-mongolian.txt @@ -0,0 +1,15 @@ +ᠡᠷᠲᠡ ᠤᠷᠢᠳᠠ ᠺᠠᠪᠠᠯᠢᠺ ᠪᠠᠯᠭᠠᠰᠤᠨ ᠳᠤᠷ ᠪᠢᠷᠠᠮᠠᠨ ᠤ ᠬᠠᠮᠤᠭ ᠤᠬᠠᠭᠠᠨ ᠤ ᠵᠦᠢᠯ ᠳᠦᠷ ᠮᠡᠷᠭᠡᠨ ᠪᠣᠯᠤᠭᠰᠠᠨ ᠰᠠᠢᠨ ᠲᠥᠷᠥᠯ ᠲᠦ ᠬᠡᠮᠡᠬᠦ +ᠨᠢᠭᠡᠨ ᠪᠢᠷᠠᠮᠠᠨ ᠪᠦᠯᠦᠭᠡ᠃ ᠲᠡᠷᠡ ᠪᠢᠷᠠᠮᠠᠨ ᠳᠤᠷ ᠰᠡᠳᠬᠢᠯ ᠳᠤᠷ ᠲᠠᠭᠠᠯᠠᠬᠤ ᠨᠡᠷᠡᠲᠦ ᠨᠢᠭᠡᠨ ᠬᠠᠲᠤᠭᠲᠠᠢ ᠪᠦᠯᠦᠭᠡ᠃ ᠲᠡᠷᠡ ᠬᠣᠶᠠᠷ  +ᠠᠴᠠ ᠨᠢᠭᠡᠨ ᠬᠥᠪᠡᠭᠦᠨ ᠲᠥᠷᠥᠵᠦᠬᠦᠢ᠃ ᠲᠡᠷᠡ ᠬᠥᠪᠡᠭᠦᠨ ᠢᠨᠤ ᠦᠴᠦᠭᠦᠬᠡᠨ ᠡᠴᠡ ᠭᠡᠭᠡᠨ ᠣᠶᠤᠲᠤ ᠶᠡᠬᠡᠰ ᠦᠨ ᠶᠠᠪᠤᠳᠠᠯ ᠢᠶᠠᠷ ᠶᠠᠪᠤᠭᠴᠢ +ᠨᠢᠭᠡᠨ ᠪᠣᠯᠪᠠᠢ᠃ ᠲᠡᠨᠳᠡ ᠡᠬᠡ ᠢᠨᠤ ᠠᠶ᠎ᠠ ᠡᠨᠡ ᠬᠥᠪᠡᠭᠦᠨ ᠲᠥᠷᠥᠭᠡᠳ ᠰᠠᠴᠠ ᠶᠡᠬᠡᠰ ᠦᠨ ᠶᠠᠪᠤᠳᠠᠯ ᠢᠶᠠᠷ ᠶᠠᠪᠤᠭᠴᠢ ᠭᠡᠭᠡᠨ ᠣᠶᠤᠲᠤ +ᠪᠦᠬᠦ ᠶᠢᠨ ᠲᠤᠯᠠ᠃ ᠮᠠᠭᠠᠳ ᠨᠢᠭᠡᠨ ᠵᠠᠶᠠᠭ᠋᠎ᠠ ᠲᠤ ᠪᠤᠢ ᠵ᠎ᠠ ᠬᠡᠮᠡᠵᠦ᠃ ᠭᠡᠢᠭᠰᠡᠨ ᠬᠡᠮᠡᠨ ᠨᠡᠷ᠎ᠡ ᠥᠭᠭᠦᠭᠡᠳ᠃ ᠠᠢ ᠡᠨᠡ ᠬᠥᠪᠡᠭᠦᠨ  +ᠳ᠋ᠦᠷ ᠬᠠᠮᠤᠭ ᠤᠬᠠᠭᠠᠨ ᠤ ᠵᠦᠢᠯ ᠢ ᠰᠤᠷᠭᠠᠰᠤᠭᠠᠢ ᠬᠡᠮᠡᠵᠦ ᠪᠦᠷᠦᠨ᠃ ᠡᠴᠢᠭᠡ ᠡᠬᠡ ᠬᠣᠶᠠᠷ ᠪᠡᠷ ᠰᠤᠷᠭᠠᠭᠰᠠᠨ ᠳᠤᠷ᠃ ᠳᠥᠷᠪᠡᠯ +ᠦᠭᠡᠢ ᠮᠡᠳᠡᠬᠦᠢ ᠨᠢᠭᠡᠨ ᠪᠣᠯᠪᠠᠢ᠃ ᠲᠡᠷᠡ ᠬᠥᠪᠡᠭᠦᠨ ᠢᠨᠤ ᠳᠣᠯᠣᠭᠠᠨ ᠵᠢᠯ ᠪᠣᠯᠤᠭᠰᠠᠨ ᠳᠤᠷ᠃ ᠪᠢᠷᠠᠮᠠᠨ ᠤ ᠤᠬᠠᠭᠠᠨ ᠤ ᠵᠦᠢᠯ ᠳᠦᠷ +ᠮᠡᠷᠭᠡᠨ ᠪᠣᠯᠤᠭᠰᠠᠨ ᠡᠷᠳᠡᠮ ᠦᠳ ᠢᠨᠤ ᠬᠠᠮᠤᠭ ᠪᠦᠭᠦᠳᠡᠭᠡᠷ ᠲᠦᠷ ᠰᠣᠨᠣᠰᠲᠠᠭᠰᠠᠨ᠋᠎ᠠ᠃ ᠲᠡᠷᠡ ᠴᠠᠭ ᠲᠤᠷ ᠺᠠᠪᠠᠯᠢᠺ ᠪᠠᠯᠭᠠᠰᠤᠨ ᠳᠠᠬᠢᠨ ᠤᠬᠠᠭᠠᠨ ᠤ +ᠵᠦᠢᠯ ᠳᠦᠷ ᠮᠡᠷᠭᠡᠨ ᠪᠣᠯᠤᠭᠰᠠᠨ ᠬᠠᠮᠤᠭ ᠪᠢᠷᠠᠮᠠᠨ ᠴᠢᠭᠤᠯᠵᠤ ᠤᠬᠠᠭᠠᠨ ᠤ ᠵᠦᠢᠯ ᠳᠦᠷ ᠲᠡᠮᠡᠴᠡᠭᠰᠡᠨ ᠳᠦᠷ᠃ ᠪᠢᠷᠠᠮᠠᠨ ᠤ ᠭᠡᠢᠭᠰᠡᠨ ᠬᠥᠪᠡᠭᠦᠨ +ᠮᠠᠱᠢ ᠶᠡᠬᠡ ᠦᠯᠡᠮᠵᠢ ᠪᠣᠯᠤᠭᠰᠠᠨ ᠳᠤᠷ᠃ ᠲᠡᠳᠡᠭᠡᠷ ᠪᠢᠷᠠᠮᠠᠨ ᠥᠭᠦᠯᠡᠷ ᠦᠨ᠃ ᠠᠢ ᠬᠥᠪᠡᠭᠦᠨ ᠠ᠋ ᠨᠠᠰᠤᠨ ᠴᠢᠨᠤ ᠡᠢᠮᠦ ᠵᠠᠯᠠᠭᠤ +ᠪᠥᠭᠡᠲᠡᠯ᠎ᠡ᠃ ᠤᠬᠠᠭᠠᠨ ᠤ ᠵᠦᠢᠯ ᠳᠦᠷ ᠡᠨᠡ ᠮᠡᠲᠦ ᠮᠡᠷᠭᠡᠨ ᠪᠣᠯᠤᠭᠰᠠᠨ ᠬᠡᠷ ᠪᠤᠶᠤ ᠬᠡᠮᠡᠨ ᠠᠰᠠᠭᠪᠠᠰᠤ᠃ ᠬᠥᠪᠡᠭᠦᠨ ᠥᠭᠦᠯᠡᠷ ᠦᠨ᠃ +ᠲᠣᠭᠣᠯᠤᠭᠰᠠᠨ ᠪᠤᠷᠬᠠᠨ ᠪᠡᠷ ᠪᠠᠭᠱᠢ ᠮᠢᠨᠤ ᠪᠤᠢ᠃ ᠪᠣᠭᠳᠠᠰ ᠤᠨ ᠨᠣᠮ ᠪᠡᠷ ᠢᠪᠡᠭᠡᠭᠴᠢ ᠮᠢᠨᠤ ᠪᠤᠢ᠃ ᠪᠤᠷᠰᠠᠩ ᠬᠤᠸᠠᠷᠠᠭ ᠤᠳ ᠪᠡᠷ +ᠤᠳᠤᠷᠢᠳᠳᠤᠭᠴᠢ ᠮᠢᠨᠤ ᠪᠤᠢ᠃ ᠭᠤᠷᠪᠠᠨ ᠡᠷᠳᠡᠨᠢᠰ ᠦᠨ ᠠᠳᠢᠰᠲᠢᠳ ᠬᠢᠭᠰᠡᠨ ᠦ ᠬᠦᠴᠦ ᠪᠡᠷ ᠦᠢᠯᠡ ᠦᠷᠡᠰ ᠲᠦᠷ ᠦᠨᠡᠮᠱᠢᠭᠰᠡᠨ ᠦ ᠲᠤᠯᠠ᠃ +ᠰᠡᠱᠢᠭ ᠦᠭᠡᠢ ᠡᠷᠲᠡ ᠱᠢᠯᠲᠠᠭᠠᠨ ᠤ ᠬᠥᠷᠥᠩᠭᠡ ᠰᠠᠴᠤᠭᠰᠠᠨ ᠳᠤᠷ᠃ ᠦᠷ᠎ᠡ ᠦᠯᠦ ᠬᠣᠮᠰᠠᠳᠬᠤ ᠪᠤᠶᠠᠨ ᠢ ᠬᠢᠴᠢᠶᠡᠭᠰᠡᠨ ᠪᠤᠢ᠃ ᠨᠠᠰᠤᠨ +ᠮᠢᠨᠤ ᠵᠠᠯᠠᠭᠤ ᠪᠣᠯᠪᠠᠰᠤ᠃ ᠤᠬᠠᠭᠠᠨ ᠤ ᠵᠦᠢᠯ ᠳᠦᠷ ᠮᠡᠷᠭᠡᠨ ᠪᠣᠯᠤᠭᠰᠠᠨ ᠤ ᠤᠴᠢᠷ ᠲᠡᠢᠮᠦ ᠪᠤᠢ ᠅ ᠅ -- cgit v1.2.1