summaryrefslogtreecommitdiff
path: root/utils/test-mongolian.txt
blob: 9117b7b127fa2b463cb19e543674997cd62e9075 (plain)
1
2
3
4
5
6
7
8
9
10
11
12
13
14
15
ᠡᠷᠲᠡ ᠤᠷᠢᠳᠠ ᠺᠠᠪᠠᠯᠢᠺ ᠪᠠᠯᠭᠠᠰᠤᠨ ᠳᠤᠷ ᠪᠢᠷᠠᠮᠠᠨ ᠤ ᠬᠠᠮᠤᠭ ᠤᠬᠠᠭᠠᠨ ᠤ ᠵᠦᠢᠯ ᠳᠦᠷ ᠮᠡᠷᠭᠡᠨ ᠪᠣᠯᠤᠭᠰᠠᠨ ᠰᠠᠢᠨ ᠲᠥᠷᠥᠯ ᠲᠦ ᠬᠡᠮᠡᠬᠦ
ᠨᠢᠭᠡᠨ ᠪᠢᠷᠠᠮᠠᠨ ᠪᠦᠯᠦᠭᠡ᠃ ᠲᠡᠷᠡ ᠪᠢᠷᠠᠮᠠᠨ ᠳᠤᠷ ᠰᠡᠳᠬᠢᠯ ᠳᠤᠷ ᠲᠠᠭᠠᠯᠠᠬᠤ ᠨᠡᠷᠡᠲᠦ ᠨᠢᠭᠡᠨ ᠬᠠᠲᠤᠭᠲᠠᠢ ᠪᠦᠯᠦᠭᠡ᠃ ᠲᠡᠷᠡ ᠬᠣᠶᠠᠷ 
ᠠᠴᠠ ᠨᠢᠭᠡᠨ ᠬᠥᠪᠡᠭᠦᠨ ᠲᠥᠷᠥᠵᠦᠬᠦᠢ᠃ ᠲᠡᠷᠡ ᠬᠥᠪᠡᠭᠦᠨ ᠢᠨᠤ ᠦᠴᠦᠭᠦᠬᠡᠨ ᠡᠴᠡ ᠭᠡᠭᠡᠨ ᠣᠶᠤᠲᠤ ᠶᠡᠬᠡᠰ ᠦᠨ ᠶᠠᠪᠤᠳᠠᠯ ᠢᠶᠠᠷ ᠶᠠᠪᠤᠭᠴᠢ
ᠨᠢᠭᠡᠨ ᠪᠣᠯᠪᠠᠢ᠃ ᠲᠡᠨᠳᠡ ᠡᠬᠡ ᠢᠨᠤ ᠠᠶ᠎ᠠ ᠡᠨᠡ ᠬᠥᠪᠡᠭᠦᠨ ᠲᠥᠷᠥᠭᠡᠳ ᠰᠠᠴᠠ ᠶᠡᠬᠡᠰ ᠦᠨ ᠶᠠᠪᠤᠳᠠᠯ ᠢᠶᠠᠷ ᠶᠠᠪᠤᠭᠴᠢ ᠭᠡᠭᠡᠨ ᠣᠶᠤᠲᠤ
ᠪᠦᠬᠦ ᠶᠢᠨ ᠲᠤᠯᠠ᠃ ᠮᠠᠭᠠᠳ ᠨᠢᠭᠡᠨ ᠵᠠᠶᠠᠭ᠋᠎ᠠ ᠲᠤ ᠪᠤᠢ ᠵ᠎ᠠ ᠬᠡᠮᠡᠵᠦ᠃ ᠭᠡᠢᠭᠰᠡᠨ ᠬᠡᠮᠡᠨ ᠨᠡᠷ᠎ᠡ ᠥᠭᠭᠦᠭᠡᠳ᠃ ᠠᠢ ᠡᠨᠡ ᠬᠥᠪᠡᠭᠦᠨ 
ᠳ᠋ᠦᠷ ᠬᠠᠮᠤᠭ ᠤᠬᠠᠭᠠᠨ ᠤ ᠵᠦᠢᠯ ᠢ ᠰᠤᠷᠭᠠᠰᠤᠭᠠᠢ ᠬᠡᠮᠡᠵᠦ ᠪᠦᠷᠦᠨ᠃ ᠡᠴᠢᠭᠡ ᠡᠬᠡ ᠬᠣᠶᠠᠷ ᠪᠡᠷ ᠰᠤᠷᠭᠠᠭᠰᠠᠨ ᠳᠤᠷ᠃ ᠳᠥᠷᠪᠡᠯ
ᠦᠭᠡᠢ ᠮᠡᠳᠡᠬᠦᠢ ᠨᠢᠭᠡᠨ ᠪᠣᠯᠪᠠᠢ᠃ ᠲᠡᠷᠡ ᠬᠥᠪᠡᠭᠦᠨ ᠢᠨᠤ ᠳᠣᠯᠣᠭᠠᠨ ᠵᠢᠯ ᠪᠣᠯᠤᠭᠰᠠᠨ ᠳᠤᠷ᠃ ᠪᠢᠷᠠᠮᠠᠨ ᠤ ᠤᠬᠠᠭᠠᠨ ᠤ ᠵᠦᠢᠯ ᠳᠦᠷ
ᠮᠡᠷᠭᠡᠨ ᠪᠣᠯᠤᠭᠰᠠᠨ ᠡᠷᠳᠡᠮ ᠦᠳ ᠢᠨᠤ ᠬᠠᠮᠤᠭ ᠪᠦᠭᠦᠳᠡᠭᠡᠷ ᠲᠦᠷ ᠰᠣᠨᠣᠰᠲᠠᠭᠰᠠᠨ᠋᠎ᠠ᠃ ᠲᠡᠷᠡ ᠴᠠᠭ ᠲᠤᠷ ᠺᠠᠪᠠᠯᠢᠺ ᠪᠠᠯᠭᠠᠰᠤᠨ ᠳᠠᠬᠢᠨ ᠤᠬᠠᠭᠠᠨ ᠤ
ᠵᠦᠢᠯ ᠳᠦᠷ ᠮᠡᠷᠭᠡᠨ ᠪᠣᠯᠤᠭᠰᠠᠨ ᠬᠠᠮᠤᠭ ᠪᠢᠷᠠᠮᠠᠨ ᠴᠢᠭᠤᠯᠵᠤ ᠤᠬᠠᠭᠠᠨ ᠤ ᠵᠦᠢᠯ ᠳᠦᠷ ᠲᠡᠮᠡᠴᠡᠭᠰᠡᠨ ᠳᠦᠷ᠃ ᠪᠢᠷᠠᠮᠠᠨ ᠤ ᠭᠡᠢᠭᠰᠡᠨ ᠬᠥᠪᠡᠭᠦᠨ
ᠮᠠᠱᠢ ᠶᠡᠬᠡ ᠦᠯᠡᠮᠵᠢ ᠪᠣᠯᠤᠭᠰᠠᠨ ᠳᠤᠷ᠃ ᠲᠡᠳᠡᠭᠡᠷ ᠪᠢᠷᠠᠮᠠᠨ ᠥᠭᠦᠯᠡᠷ ᠦᠨ᠃ ᠠᠢ ᠬᠥᠪᠡᠭᠦᠨ ᠠ᠋ ᠨᠠᠰᠤᠨ ᠴᠢᠨᠤ ᠡᠢᠮᠦ ᠵᠠᠯᠠᠭᠤ
ᠪᠥᠭᠡᠲᠡᠯ᠎ᠡ᠃ ᠤᠬᠠᠭᠠᠨ ᠤ ᠵᠦᠢᠯ ᠳᠦᠷ ᠡᠨᠡ ᠮᠡᠲᠦ ᠮᠡᠷᠭᠡᠨ ᠪᠣᠯᠤᠭᠰᠠᠨ ᠬᠡᠷ ᠪᠤᠶᠤ ᠬᠡᠮᠡᠨ ᠠᠰᠠᠭᠪᠠᠰᠤ᠃ ᠬᠥᠪᠡᠭᠦᠨ ᠥᠭᠦᠯᠡᠷ ᠦᠨ᠃
ᠲᠣᠭᠣᠯᠤᠭᠰᠠᠨ ᠪᠤᠷᠬᠠᠨ ᠪᠡᠷ ᠪᠠᠭᠱᠢ ᠮᠢᠨᠤ ᠪᠤᠢ᠃ ᠪᠣᠭᠳᠠᠰ ᠤᠨ ᠨᠣᠮ ᠪᠡᠷ ᠢᠪᠡᠭᠡᠭᠴᠢ ᠮᠢᠨᠤ ᠪᠤᠢ᠃ ᠪᠤᠷᠰᠠᠩ ᠬᠤᠸᠠᠷᠠᠭ ᠤᠳ ᠪᠡᠷ
ᠤᠳᠤᠷᠢᠳᠳᠤᠭᠴᠢ ᠮᠢᠨᠤ ᠪᠤᠢ᠃ ᠭᠤᠷᠪᠠᠨ ᠡᠷᠳᠡᠨᠢᠰ ᠦᠨ ᠠᠳᠢᠰᠲᠢᠳ ᠬᠢᠭᠰᠡᠨ ᠦ ᠬᠦᠴᠦ ᠪᠡᠷ ᠦᠢᠯᠡ ᠦᠷᠡᠰ ᠲᠦᠷ ᠦᠨᠡᠮᠱᠢᠭᠰᠡᠨ ᠦ ᠲᠤᠯᠠ᠃
ᠰᠡᠱᠢᠭ ᠦᠭᠡᠢ ᠡᠷᠲᠡ ᠱᠢᠯᠲᠠᠭᠠᠨ ᠤ ᠬᠥᠷᠥᠩᠭᠡ ᠰᠠᠴᠤᠭᠰᠠᠨ ᠳᠤᠷ᠃ ᠦᠷ᠎ᠡ ᠦᠯᠦ ᠬᠣᠮᠰᠠᠳᠬᠤ ᠪᠤᠶᠠᠨ ᠢ ᠬᠢᠴᠢᠶᠡᠭᠰᠡᠨ ᠪᠤᠢ᠃ ᠨᠠᠰᠤᠨ
ᠮᠢᠨᠤ ᠵᠠᠯᠠᠭᠤ ᠪᠣᠯᠪᠠᠰᠤ᠃ ᠤᠬᠠᠭᠠᠨ ᠤ ᠵᠦᠢᠯ ᠳᠦᠷ ᠮᠡᠷᠭᠡᠨ ᠪᠣᠯᠤᠭᠰᠠᠨ ᠤ ᠤᠴᠢᠷ ᠲᠡᠢᠮᠦ ᠪᠤᠢ ᠅    ᠅