summaryrefslogtreecommitdiff
path: root/utils/test-mongolian.txt
diff options
context:
space:
mode:
Diffstat (limited to 'utils/test-mongolian.txt')
-rw-r--r--utils/test-mongolian.txt15
1 files changed, 15 insertions, 0 deletions
diff --git a/utils/test-mongolian.txt b/utils/test-mongolian.txt
new file mode 100644
index 00000000..9117b7b1
--- /dev/null
+++ b/utils/test-mongolian.txt
@@ -0,0 +1,15 @@
+ᠡᠷᠲᠡ ᠤᠷᠢᠳᠠ ᠺᠠᠪᠠᠯᠢᠺ ᠪᠠᠯᠭᠠᠰᠤᠨ ᠳᠤᠷ ᠪᠢᠷᠠᠮᠠᠨ ᠤ ᠬᠠᠮᠤᠭ ᠤᠬᠠᠭᠠᠨ ᠤ ᠵᠦᠢᠯ ᠳᠦᠷ ᠮᠡᠷᠭᠡᠨ ᠪᠣᠯᠤᠭᠰᠠᠨ ᠰᠠᠢᠨ ᠲᠥᠷᠥᠯ ᠲᠦ ᠬᠡᠮᠡᠬᠦ
+ᠨᠢᠭᠡᠨ ᠪᠢᠷᠠᠮᠠᠨ ᠪᠦᠯᠦᠭᠡ᠃ ᠲᠡᠷᠡ ᠪᠢᠷᠠᠮᠠᠨ ᠳᠤᠷ ᠰᠡᠳᠬᠢᠯ ᠳᠤᠷ ᠲᠠᠭᠠᠯᠠᠬᠤ ᠨᠡᠷᠡᠲᠦ ᠨᠢᠭᠡᠨ ᠬᠠᠲᠤᠭᠲᠠᠢ ᠪᠦᠯᠦᠭᠡ᠃ ᠲᠡᠷᠡ ᠬᠣᠶᠠᠷ 
+ᠠᠴᠠ ᠨᠢᠭᠡᠨ ᠬᠥᠪᠡᠭᠦᠨ ᠲᠥᠷᠥᠵᠦᠬᠦᠢ᠃ ᠲᠡᠷᠡ ᠬᠥᠪᠡᠭᠦᠨ ᠢᠨᠤ ᠦᠴᠦᠭᠦᠬᠡᠨ ᠡᠴᠡ ᠭᠡᠭᠡᠨ ᠣᠶᠤᠲᠤ ᠶᠡᠬᠡᠰ ᠦᠨ ᠶᠠᠪᠤᠳᠠᠯ ᠢᠶᠠᠷ ᠶᠠᠪᠤᠭᠴᠢ
+ᠨᠢᠭᠡᠨ ᠪᠣᠯᠪᠠᠢ᠃ ᠲᠡᠨᠳᠡ ᠡᠬᠡ ᠢᠨᠤ ᠠᠶ᠎ᠠ ᠡᠨᠡ ᠬᠥᠪᠡᠭᠦᠨ ᠲᠥᠷᠥᠭᠡᠳ ᠰᠠᠴᠠ ᠶᠡᠬᠡᠰ ᠦᠨ ᠶᠠᠪᠤᠳᠠᠯ ᠢᠶᠠᠷ ᠶᠠᠪᠤᠭᠴᠢ ᠭᠡᠭᠡᠨ ᠣᠶᠤᠲᠤ
+ᠪᠦᠬᠦ ᠶᠢᠨ ᠲᠤᠯᠠ᠃ ᠮᠠᠭᠠᠳ ᠨᠢᠭᠡᠨ ᠵᠠᠶᠠᠭ᠋᠎ᠠ ᠲᠤ ᠪᠤᠢ ᠵ᠎ᠠ ᠬᠡᠮᠡᠵᠦ᠃ ᠭᠡᠢᠭᠰᠡᠨ ᠬᠡᠮᠡᠨ ᠨᠡᠷ᠎ᠡ ᠥᠭᠭᠦᠭᠡᠳ᠃ ᠠᠢ ᠡᠨᠡ ᠬᠥᠪᠡᠭᠦᠨ 
+ᠳ᠋ᠦᠷ ᠬᠠᠮᠤᠭ ᠤᠬᠠᠭᠠᠨ ᠤ ᠵᠦᠢᠯ ᠢ ᠰᠤᠷᠭᠠᠰᠤᠭᠠᠢ ᠬᠡᠮᠡᠵᠦ ᠪᠦᠷᠦᠨ᠃ ᠡᠴᠢᠭᠡ ᠡᠬᠡ ᠬᠣᠶᠠᠷ ᠪᠡᠷ ᠰᠤᠷᠭᠠᠭᠰᠠᠨ ᠳᠤᠷ᠃ ᠳᠥᠷᠪᠡᠯ
+ᠦᠭᠡᠢ ᠮᠡᠳᠡᠬᠦᠢ ᠨᠢᠭᠡᠨ ᠪᠣᠯᠪᠠᠢ᠃ ᠲᠡᠷᠡ ᠬᠥᠪᠡᠭᠦᠨ ᠢᠨᠤ ᠳᠣᠯᠣᠭᠠᠨ ᠵᠢᠯ ᠪᠣᠯᠤᠭᠰᠠᠨ ᠳᠤᠷ᠃ ᠪᠢᠷᠠᠮᠠᠨ ᠤ ᠤᠬᠠᠭᠠᠨ ᠤ ᠵᠦᠢᠯ ᠳᠦᠷ
+ᠮᠡᠷᠭᠡᠨ ᠪᠣᠯᠤᠭᠰᠠᠨ ᠡᠷᠳᠡᠮ ᠦᠳ ᠢᠨᠤ ᠬᠠᠮᠤᠭ ᠪᠦᠭᠦᠳᠡᠭᠡᠷ ᠲᠦᠷ ᠰᠣᠨᠣᠰᠲᠠᠭᠰᠠᠨ᠋᠎ᠠ᠃ ᠲᠡᠷᠡ ᠴᠠᠭ ᠲᠤᠷ ᠺᠠᠪᠠᠯᠢᠺ ᠪᠠᠯᠭᠠᠰᠤᠨ ᠳᠠᠬᠢᠨ ᠤᠬᠠᠭᠠᠨ ᠤ
+ᠵᠦᠢᠯ ᠳᠦᠷ ᠮᠡᠷᠭᠡᠨ ᠪᠣᠯᠤᠭᠰᠠᠨ ᠬᠠᠮᠤᠭ ᠪᠢᠷᠠᠮᠠᠨ ᠴᠢᠭᠤᠯᠵᠤ ᠤᠬᠠᠭᠠᠨ ᠤ ᠵᠦᠢᠯ ᠳᠦᠷ ᠲᠡᠮᠡᠴᠡᠭᠰᠡᠨ ᠳᠦᠷ᠃ ᠪᠢᠷᠠᠮᠠᠨ ᠤ ᠭᠡᠢᠭᠰᠡᠨ ᠬᠥᠪᠡᠭᠦᠨ
+ᠮᠠᠱᠢ ᠶᠡᠬᠡ ᠦᠯᠡᠮᠵᠢ ᠪᠣᠯᠤᠭᠰᠠᠨ ᠳᠤᠷ᠃ ᠲᠡᠳᠡᠭᠡᠷ ᠪᠢᠷᠠᠮᠠᠨ ᠥᠭᠦᠯᠡᠷ ᠦᠨ᠃ ᠠᠢ ᠬᠥᠪᠡᠭᠦᠨ ᠠ᠋ ᠨᠠᠰᠤᠨ ᠴᠢᠨᠤ ᠡᠢᠮᠦ ᠵᠠᠯᠠᠭᠤ
+ᠪᠥᠭᠡᠲᠡᠯ᠎ᠡ᠃ ᠤᠬᠠᠭᠠᠨ ᠤ ᠵᠦᠢᠯ ᠳᠦᠷ ᠡᠨᠡ ᠮᠡᠲᠦ ᠮᠡᠷᠭᠡᠨ ᠪᠣᠯᠤᠭᠰᠠᠨ ᠬᠡᠷ ᠪᠤᠶᠤ ᠬᠡᠮᠡᠨ ᠠᠰᠠᠭᠪᠠᠰᠤ᠃ ᠬᠥᠪᠡᠭᠦᠨ ᠥᠭᠦᠯᠡᠷ ᠦᠨ᠃
+ᠲᠣᠭᠣᠯᠤᠭᠰᠠᠨ ᠪᠤᠷᠬᠠᠨ ᠪᠡᠷ ᠪᠠᠭᠱᠢ ᠮᠢᠨᠤ ᠪᠤᠢ᠃ ᠪᠣᠭᠳᠠᠰ ᠤᠨ ᠨᠣᠮ ᠪᠡᠷ ᠢᠪᠡᠭᠡᠭᠴᠢ ᠮᠢᠨᠤ ᠪᠤᠢ᠃ ᠪᠤᠷᠰᠠᠩ ᠬᠤᠸᠠᠷᠠᠭ ᠤᠳ ᠪᠡᠷ
+ᠤᠳᠤᠷᠢᠳᠳᠤᠭᠴᠢ ᠮᠢᠨᠤ ᠪᠤᠢ᠃ ᠭᠤᠷᠪᠠᠨ ᠡᠷᠳᠡᠨᠢᠰ ᠦᠨ ᠠᠳᠢᠰᠲᠢᠳ ᠬᠢᠭᠰᠡᠨ ᠦ ᠬᠦᠴᠦ ᠪᠡᠷ ᠦᠢᠯᠡ ᠦᠷᠡᠰ ᠲᠦᠷ ᠦᠨᠡᠮᠱᠢᠭᠰᠡᠨ ᠦ ᠲᠤᠯᠠ᠃
+ᠰᠡᠱᠢᠭ ᠦᠭᠡᠢ ᠡᠷᠲᠡ ᠱᠢᠯᠲᠠᠭᠠᠨ ᠤ ᠬᠥᠷᠥᠩᠭᠡ ᠰᠠᠴᠤᠭᠰᠠᠨ ᠳᠤᠷ᠃ ᠦᠷ᠎ᠡ ᠦᠯᠦ ᠬᠣᠮᠰᠠᠳᠬᠤ ᠪᠤᠶᠠᠨ ᠢ ᠬᠢᠴᠢᠶᠡᠭᠰᠡᠨ ᠪᠤᠢ᠃ ᠨᠠᠰᠤᠨ
+ᠮᠢᠨᠤ ᠵᠠᠯᠠᠭᠤ ᠪᠣᠯᠪᠠᠰᠤ᠃ ᠤᠬᠠᠭᠠᠨ ᠤ ᠵᠦᠢᠯ ᠳᠦᠷ ᠮᠡᠷᠭᠡᠨ ᠪᠣᠯᠤᠭᠰᠠᠨ ᠤ ᠤᠴᠢᠷ ᠲᠡᠢᠮᠦ ᠪᠤᠢ ᠅ ᠅